Ижийгээ гомдоох учиргүй - Мөнгөншагай. А/3 бүдүүн/Балдорж. Б

获取下载链接
歌词

作词 : Балдорж. Б

作曲 : Мөнгөншагай. А

ᠠᠷᠢᠭᠤᠬᠠᠨ ᠬᠡᠪᠡᠯᠢ ᠳ᠋ᠤ᠋ ᠪᠡᠨ ᠠᠷᠪᠠᠨ ᠰᠠᠷ᠎ᠠ ᠲᠡᠭᠡᠭᠡᠵᠦ

ᠠᠷᠤᠭ ᠡᠭᠦᠷᠴᠦ ᠭᠠᠯ ᠢᠶᠡᠨ ᠲᠦᠯᠡᠭᠰᠡᠨ

ᠠᠮᠢᠳᠤᠷᠠᠯ ᠬᠡᠮᠡᠬᠦ ᠶᠡᠬᠡ ᠳᠠᠯᠠᠢ ᠳ᠋ᠤ᠋ ᠠᠪᠴᠢᠷᠠᠭᠰᠠᠨ

ᠠᠴᠢᠲᠤ ᠡᠵᠢ ᠵᠢ ᠪᠡᠨ ᠪᠢᠲᠡᠭᠡᠢ ᠭᠣᠮᠣᠳᠠᠭᠠᠭᠠᠷᠠᠢ

ᠦᠷ᠎ᠡ ᠲᠠᠢ ᠬᠦᠮᠤᠨ ᠤ ᠵᠢᠷᠭᠠᠯ ᠢ ᠡᠳᠦᠷ ᠪᠣᠯᠭᠠᠨ ᠮᠡᠳᠡᠷᠡᠭᠦᠯᠵᠦ

ᠦᠭᠡᠰ ᠤᠨ ᠰᠠᠢᠬᠠᠨ ᠢ ᠡᠳᠦᠷ ᠪᠣᠯᠭᠠᠨ ᠬᠡᠯᠡᠨ᠎ᠡ

ᠡᠵᠢ ᠵᠢ ᠪᠡᠨ ᠬᠠᠢᠷᠠᠯᠠᠵᠤ ᠶᠠᠪᠤᠬᠤ ᠳ᠋ᠤ᠋ ᠪᠢ ᠠᠯᠵᠢᠶᠠᠬᠤ ᠦᠭᠡᠢ ᠡ

ᠡᠵᠢ ᠮᠢᠨᠢ ᠲᠠ ᠨᠠᠳᠠ ᠳ᠋ᠤ᠋ ᠪᠡᠨ ᠰᠢᠲᠦᠭᠡᠨ ᠪᠢᠯᠡ

ᠠᠯᠠᠭ ᠦᠷ᠎ᠡ ᠪᠣᠯᠵᠤ ᠮᠡᠨᠳᠦᠯᠡᠨ ᠲᠥᠷᠥᠭᠡᠳ

ᠠᠮᠢᠳᠤᠷᠠᠯ ᠳ᠋ᠤ᠋ ᠨᠢ ᠪᠠᠶᠠᠷ ᠪᠠᠶᠠᠰᠤᠯ ᠢ ᠮᠡᠳᠡᠷᠡᠭᠦᠯᠵᠦ

ᠨᠠᠷᠠᠲᠤ ᠬᠣᠷᠣ᠎ᠠ ᠳ᠋ᠤ᠋ ᠭᠠᠭᠴᠠ ᠵᠠᠶᠠᠭᠠᠬᠤ ᠡᠵᠢ ᠵᠢ ᠪᠡᠨ

ᠨᠠᠰᠤᠨ ᠲᠤᠷᠰᠢᠲᠠ ᠨᠢ ᠪᠠᠶᠠᠷᠯᠠᠭᠤᠯᠵᠤ ᠶᠠᠪᠤᠭᠠᠷᠠᠢ

ᠦᠷ᠎ᠡ ᠲᠠᠢ ᠬᠦᠮᠤᠨ ᠤ ᠵᠢᠷᠭᠠᠯ ᠢ ᠡᠳᠦᠷ ᠪᠣᠯᠭᠠᠨ ᠮᠡᠳᠡᠷᠡᠭᠦᠯᠵᠦ

ᠦᠭᠡᠰ ᠤᠨ ᠰᠠᠢᠬᠠᠨ ᠢ ᠡᠳᠦᠷ ᠪᠣᠯᠭᠠᠨ ᠬᠡᠯᠡᠨ᠎ᠡ

ᠡᠵᠢ ᠵᠢ ᠪᠡᠨ ᠬᠠᠢᠷᠠᠯᠠᠵᠤ ᠶᠠᠪᠤᠬᠤ ᠳ᠋ᠤ᠋ ᠪᠢ ᠠᠯᠵᠢᠶᠠᠬᠤ ᠦᠭᠡᠢ ᠡ

ᠡᠵᠢ ᠮᠢᠨᠢ ᠲᠠ ᠨᠠᠳᠠ ᠳ᠋ᠤ᠋ ᠪᠡᠨ ᠰᠢᠲᠦᠭᠡᠨ ᠪᠢᠯᠡ

ᠡᠩᠬᠦᠷᠡᠶ᠋ᠢᠯᠡᠬᠦ ᠬᠠᠶ᠋ᠢᠷ᠎‍ᠠ᠋ ᠶ᠋ᠢ ᠨᠢ ᠳᠠᠭᠠᠭᠠᠵᠥ ᠶᠠᠪᠤᠭᠠᠷᠠᠢ

ᠡᠵᠢ ᠵᠢ ᠪᠠᠨ ᠭᠣᠮᠤᠳᠠᠭᠠᠬᠤ ᠣᠴᠢᠷ ᠥᠭᠡᠢ

ᠡᠵᠢ ᠵᠢ ᠪᠠᠨ ᠪᠢ ᠭᠣᠮᠤᠳᠠᠭᠠᠬᠤ ᠣᠴᠢᠷ ᠥᠭᠡᠢ